牛牛在线工具

新概念民歌 - 歌词大全

856,550 条歌词资料,支持按歌名、歌手检索与随机阅读。

支持按歌名或歌手检索,歌词排版与版本可能存在差异。

新概念民歌

群星

歌手(原记录)
群星
新概念民歌- 词曲 -乌日根 -演唱 -代沁 ᠰᠢᠨ᠎ᠡ ᠬᠡᠮᠨᠡᠯ ᠦᠨ ᠠᠷᠠᠳ ᠤᠨ ᠳᠠᠭᠣᠣ ᠳᠠᠭᠣᠴᠢᠨ ᠄ ᠳᠠᠶᠢᠴᠢᠨ ᠪᠠᠷᠠᠭᠣᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ ᠪᠠᠰᠠ ᠴᠤ ᠪᠣᠷᠣᠭᠠᠨ ᠣᠷᠣᠬᠣ ᠶᠤᠮ ᠪᠠ ᠬᠥ᠋ ᠪᠣᠳᠣᠯᠭᠠᠨ ᠳᠣᠳᠣᠷ᠎ᠠ ᠳ᠋ᠸᠩ ᠲᠣᠩ ᠲᠠᠢ ᠪᠠᠶᠢᠨ᠎ᠠ ᠳ᠋ᠡ ᠪᠠᠭᠠᠬᠠᠨ ᠳᠠᠭᠣᠯᠠ ᠠᠴᠠ ᠰᠠᠯᠬᠤ ᠶᠤᠮ ᠪᠠ ᠬᠥ᠋ ᠵᠡᠭᠦᠨ ᠬᠣᠶᠢᠨ᠎ᠠ ᠠᠴᠠ ᠡᠭᠦᠯᠡ ᠨᠢ ᠭᠠᠷᠣᠯ᠎ᠠ ᠳ᠋ᠠ ᠵᠦᠰᠡᠷ ᠪᠣᠷᠣᠭᠠᠨ ᠣᠷᠣᠬᠣ ᠶᠤᠮ ᠪᠠ ᠬᠥ᠋ ᠵᠢᠷᠦᠬᠡᠨ ᠦ ᠳᠣᠳᠣᠷ᠎ᠠ ᠳ᠋ᠸᠩ ᠲᠣᠩ ᠲᠠᠢ ᠪᠠᠶᠢᠨ᠎ᠡ ᠳ᠋ᠠ ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋ ᠵᠦᠢᠲᠡᠢ ᠳᠠᠭᠣᠯᠠ ᠠᠴᠠ ᠰᠠᠯᠬᠣ ᠶᠤᠮ ᠪᠠ ᠬᠥ᠋ ᠴᠠᠭᠠᠨ ᠰᠠᠭᠠᠷᠠᠯ ᠡᠯᠵᠢᠭᠡ ᠴᠢᠨᠢ ᠳ᠋ᠡ ᠴᠠᠭᠠᠰᠢ ᠪᠡᠨ ᠴᠢᠩᠭᠠᠨ᠎ᠠ ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ ᠴᠠᠭᠠᠬᠠᠨ ᠲᠦᠷᠦᠭᠰᠡᠨ ᠲᠠᠨᠬᠤᠸᠠᠷ ᠠᠩᠭ᠎ᠠ ᠪᠠᠨ ᠰᠠᠨᠠᠵᠤ ᠯᠠ ᠪᠣᠳᠣᠭᠠᠳ ᠢᠷᠡᠪᠡᠯ ᠳ᠋ᠡ ᠰᠠᠨᠠᠵᠤ ᠯᠠ ᠪᠠᠶᠢᠨᠤ ᠪᠣᠳᠣᠵᠣ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ ᠪᠣᠷᠣ ᠴᠤ ᠰᠠᠭᠠᠷᠠᠯ ᠡᠯᠵᠢᠭᠡ ᠴᠢᠨᠢ ᠳ᠋ᠡ ᠪᠣᠷᠣᠭᠣᠰᠢᠶᠡᠨ ᠴᠢᠩᠭᠠᠨ᠎ᠠ ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠵᠢᠷᠦᠬᠡ ᠶᠢ ᠴᠢᠩᠭᠠᠨ᠎ᠠ ᠪᠣᠯᠣᠮᠠᠷ ᠲᠦᠷᠦᠭᠰᠡᠨ ᠲᠠᠨᠬᠤᠸᠠᠷ ᠠᠩᠭ᠎ᠠ ᠪᠠᠨ ᠪᠣᠳᠣᠵᠤ ᠰᠠᠨᠠᠭᠠᠳ ᠢᠷᠡᠪᠡᠯ ᠳ᠋ᠡ ᠪᠣᠰᠴᠣ ᠯᠠ ᠪᠠᠶᠢᠨᠤ ᠰᠠᠭᠣᠵᠤ ᠯᠠ ᠪᠠᠶᠢᠨᠤ ᠮᠡᠳᠡᠬᠦ ᠦᠬᠡᠢ ᠯᠢ ᠮᠠᠮᠠ ᠬᠦᠢ ᠮᠠᠮᠠ ᠶᠢᠨ ᠰᠦᠮ᠎ᠡ ᠳ᠋ᠡᠬᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ ᠮᠠᠨᠢ ᠶᠢᠨ ᠡᠷᠳᠡᠨᠢ ᠨᠣᠮ ᠬᠦᠷᠢᠮ ᠢᠶᠡᠨ ᠣᠩᠰᠢᠬᠤ ᠦᠬᠡᠢ ᠭᠡᠨ᠎ᠡ ᠶᠣᠣ ᠳ᠋ᠡ ᠯᠠᠮᠠ ᠮᠠᠨᠳᠣᠭᠣᠷ ᠲᠠᠨᠬᠣᠸᠠᠷ ᠲᠠᠢ ᠮᠠᠭᠣᠬᠠᠢ ᠶᠠᠪᠣᠳᠠᠯ ᠪᠠᠶᠢᠨ᠎ᠡ ᠭᠡᠨ᠎ᠡ ᠶᠣᠣ ︖ ᠮᠢᠬ᠎ᠠ ᠪᠣᠯᠣᠭᠠᠳ ᠠᠷᠠᠰᠣ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ ᠰᠦᠮ᠎ᠡ ᠪᠣᠯᠣᠭᠠᠳ ᠬᠡᠶᠢᠳ ᠳ᠋ᠡᠭᠡᠨ ᠰᠠᠭᠣᠬᠣ ᠦᠬᠡᠢ ᠭᠡᠨ᠎ᠡ ᠶᠣᠣ ᠳ᠋ᠡ ᠯᠠᠮᠠ ᠰᠣᠳᠣᠷ ᠨᠣᠮ ᠢᠶᠠᠨ ᠣᠩᠰᠢᠬᠤ ᠦᠬᠡᠢ ᠭᠡᠨ᠎ᠡ ᠶᠣᠣ ᠳ᠋ᠡ ᠯᠠᠮᠠ ᠰᠠᠶᠢᠬᠠᠨ ᠲᠦᠷᠦᠭᠰᠡᠨ ᠲᠠᠨᠬᠣᠸᠠᠷ ᠲᠠᠢ ᠰᠠᠮᠭᠣᠨ ᠶᠠᠪᠣᠳᠠᠯ ᠪᠠᠶᠢᠨ᠎ᠠ ᠭᠡᠨ᠎ᠡ ᠶᠣᠣ ︖ ᠰᠢᠷᠪᠣᠰᠣ ᠪᠣᠯᠣᠭᠠᠳ ᠮᠢᠬ᠎ᠠ ᠲᠠᠢ ᠴᠢᠨᠢ ᠬᠡᠯᠡᠯᠴᠡᠶ᠎ᠡ ᠳ᠋ᠦᠩᠭᠡᠷ ᠬᠦᠢ ᠠᠩᠭ᠎ᠠ ᠪᠠᠭ᠎ᠠ ᠸᠠᠨ ᠯᠢ ᠭᠡᠳᠡᠭ ᠴᠢᠨᠢ ᠠᠮᠣᠷ ᠦᠬᠡᠢ ᠰᠦᠨᠡᠰᠦ ᠬᠦᠢ ᠠᠭᠠᠷ ᠲᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ ᠠᠩᠭ᠎ᠠ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ ᠠᠭᠣᠢ ᠰᠦᠮ᠎ᠡ ᠶᠢᠨ ᠨᠠᠶᠠᠨ ᠨᠢᠭᠡᠨ ᠰᠢᠳᠦᠬᠡᠨ ᠦ ᠨᠢᠭᠡ ᠭᠡᠨ᠎ᠡ ᠬᠦᠢ ᠦᠬᠢᠨ ᠪᠠᠭ᠎ᠠ ᠸᠠᠨ ᠯᠢ ᠭᠡᠳᠡᠭ ᠴᠢᠨᠢ ᠢᠷᠠᠭᠣ ᠦᠬᠡᠢ ᠰᠦᠨᠡᠰᠦ ᠬᠦᠢ ᠡᠴᠢᠭᠡ ᠳᠡᠭᠷᠢ ᠶᠢᠨ ᠭᠣᠷᠪᠠᠨ ᠳᠠᠬᠢᠨᠢ ᠶᠢᠨ ᠨᠢᠭᠡ ᠨᠢ ᠭᠡᠨ᠎ᠡ ᠬᠦᠢ ᠦᠬᠢᠨ ᠪᠠᠭ᠎ᠠ ᠸᠠᠨ ᠯᠢ ᠬᠣᠸᠠᠷ ᠤᠨ ᠪᠣᠶᠠᠨᠬᠡᠰᠢᠭ ᠳ᠋ᠠ ᠯᠠᠮᠠ ᠴᠢᠨᠢ ᠦᠨᠳᠦᠷ ᠰᠦᠮ᠎ᠡ ᠶᠢᠨ ᠨᠠᠶᠠᠨ ᠨᠢᠭᠡᠨ ᠰᠢᠳᠣᠭᠡᠨ ᠤ ᠨᠢᠭᠡ ᠨᠢ ᠭᠡᠨ᠎ᠡ ᠬᠦᠢ